ᠳᠡᠯᠡᢈᠡᠢ ᠶ᠋ᠢᠨ ᠰᠢᠤᠳᠠᠨ ᠤ᠋ ᠒᠘ ᠳ᠋ᠠᢈᠢ ᠶᠡᢈᠡ ᠬᠤᠷᠠᠯ ᠳᠤᠪᠠᠢ ᠬᠣᠲᠠᠨ᠎ᠠ ᠡᢈᠢᠯᠡᠯ᠎ᠡ

ᠳᠡᠯᠡᢈᠡᠢ ᠶ᠋ᠢᠨ ᠰᠢᠤᠳᠠᠨ ᠤ᠋ ᠰᠠᠯᠪᠤᠷᠢ ᠶ᠋ᠢᠨ ᠬᠠᠮᠤᠭ ᠤ᠋ᠨ ᠲᠣᠮᠤ ᠠᠷᠭ᠎ᠠ ᢈᠡᠮᠵᠢᠶ᠎ᠡ ᠪᠣᠯᠬᠤ ᠳᠡᠯᠡᢈᠡᠢ ᠶ᠋ᠢᠨ ᠰᠢᠤᠳᠠᠨ ᠤ᠋ ᠒᠘ ᠳᠠᢈᠢ ᠶᠡᢈᠡ ᠬᠤᠷᠠᠯ ᠒᠐᠒᠕ ᠣᠨ ᠤ᠋ ᠙ ᠳ᠋ᠦ᠋ᢉᠡᠷ ᠰᠠᠷ᠎ᠠ ᠶ᠋ᠢᠨ ᠘-ᠨ ᠤ᠋ ᠡᠳᠦᠷ ᠠᠷᠠᠪ ᠤ᠋ᠨ ᠨᠢᢉᠡᠳᠦᢉᠰᠡᠨ ᠧᠮᠢᠷᠠᠲ ᠤᠯᠤᠰ ᠤ᠋ᠨ ᠳᠤᠪᠠᠢ ᠬᠣᠲᠠ ᠳ᠋ᠤ “ᠥᢉᠡᠷᠡᠴᠢᠯᠡᠯᠲᠡ ᠶ᠋ᠢ ᠤᠳᠤᠷᠢᠳᠴᠤ᠂ ᠢᠷᠡᢉᠡᠳᠦᠢ ᠶ᠋ᠢ ᠪᠦᠲᠦᢉᠡᠶ᠎ᠡ” ᠤᠷᠢᠶᠠᠲᠠᠢ ᠪᠠᠷ ᠡᢈᠢᠯᠡᠯ᠎ᠡ᠃ ᠶᠡᢈᠡ ᠬᠤᠷᠠᠯ ᠳ᠋ᠤ ᠳᠡᠯᠡᢈᠡᠢ ᠶ᠋ᠢᠨ ᠰᠢᠤᠳᠠᠨ ᠬᠣᠯᠪᠤᠭᠠᠨ ᠤ᠋ ᢉᠡᠰᠢᢉᠦᠨ ᠑᠙᠒ ᠣᠷᠤᠨ ᠤ᠋ ᠲᠥᠷᠦ ᠶ᠋ᠢᠨ ᠲᠥᠯᠦᢉᠡᠯᠡᢉᠴᠢᠳ᠂ ᠰᠢᠤᠳᠠᠨ ᠤ᠋ ᠦᠢᠯᠡ ᠠᠵᠢᠯᠯᠠᠭ᠎ᠠ ᠡᠷᢈᠢᠯᠡᢉᠴᠢ ᠪᠠᠶᠢᠭᠤᠯᠤᠯᠭ᠎ᠠ ᠨᠤᠭᠤᠳ᠂ ᠬᠤᠪᠢ ᠶ᠋ᠢᠨ ᢈᠡᠪᠰᠢᠯ ᠪᠣᠯᠤᠨ ᠣᠯᠠᠨ ᠤᠯᠤᠰ ᠤ᠋ᠨ ᠪᠠᠶᠢᠭᠤᠯᠤᠯᠭ᠎ᠠ ᠶ᠋ᠢᠨ ᠒᠐᠐᠐ ᠣᠷᠴᠢᠮ ᠲᠥᠯᠦᢉᠡᠯᠡᢉᠴᠢ ᠣᠷᠤᠯᠴᠠᠵᠤ ᠪᠠᠶᠢᠨ᠎ᠠ᠃

ᠶᠡᢈᠡ ᠬᠤᠷᠠᠯ ᠢ᠋ᠶᠠᠷ ᠠᠪᠢᠳᠠᠵᠠᠨ ᠤ᠋ ᠶᠡᢈᠡ ᠬᠤᠷᠠᠯ ᠠ᠋ᠴᠠ ᠪᠠᠲᠤᠯᠠᠭᠰᠠᠨ ᠒᠐᠒᠒-᠒᠐᠒᠕ ᠣᠨ ᠤ᠋ ᠰᠲ᠋ᠷᠠᠲ᠋ᠧᢉᠢ ᠶ᠋ᠢᠨ ᠦᠶᠢᠯᠡ ᠠᠵᠢᠯᠯᠠᠭᠠᠨ ᠤ᠋ ᢈᠡᠷᠡᢉᠵᠢᠯᠲᠡ ᠶ᠋ᠢᠨ ᠲᠠᠶᠢᠯᠤᠨ ᠢ᠋ ᠲᠠᠨᠢᠯᠴᠠᠭᠤᠯᠵᠤ᠂ ᠒᠐᠒᠖–᠒᠐᠒᠙ ᠣᠨ ᠨᠤᠭᠤᠳ ᠲᠤ ᢈᠡᠷᠡᢉᠵᠢᢈᠦ ᠳᠤᠪᠠᠢ ᠶ᠋ᠢᠨ ᠰᠲ᠋ᠷᠠᠲ᠋ᠧᢉᠢ ᠶ᠋ᠢ ᠑᠙᠒ ᠣᠷᠤᠨ ᠤ᠋ ᠰᠢᠤᠳᠠᠨ ᠤ᠋ ᠰᠠᠯᠪᠤᠷᠢ ᠶ᠋ᠢᠨ ᠤᠳᠤᠷᠢᠳᠤᠭᠴᠢᠳ ᠬᠠᠮᠲᠤᠷᠠᠨ ᠪᠠᠲᠤᠯᠠᠨ᠎ᠠ᠃ ᠲᠤᠰ ᠰᠲ᠋ᠷᠠᠲ᠋ᠧᢉᠢ ᠨᠢ ᠳᠡᠯᠡᢈᠡᠢ ᠶ᠋ᠢᠨ ᠰᠢᠤᠳᠠᠨ ᠤ᠋ ᠰᠠᠯᠪᠤᠷᠢ ᠶ᠋ᠢᠨ ᠳᠠᠷᠠᠭ᠎ᠠ ᠶ᠋ᠢᠨ ᠳᠥᠷᠪᠡᠨ ᠵᠢᠯ ᠦ᠋ᠨ ᠦᠢᠯᠡ ᠠᠵᠢᠯᠯᠠᠭ᠎ᠠ᠂ ᢈᠥᢉᠵᠢᠯ ᠦ᠋ᠨ ᠴᠢᢉᠯᠡᠯ ᠪᠣᠯᠤᠨ᠎ᠠ᠃ ᠳ᠋ᠦᠪᠠᠢ ᠶ᠋ᠢᠨ ᠰᠲ᠋ᠷᠠᠲ᠋ᠧᢉᠢ ᠶ᠋ᠢᠨ ᠦᠨᠳᠦᠰᠦᠨ ᠵᠠᠷᠴᠢᠮ ᠨᠢ ᠰᠢᠤᠳᠠᠨ ᠤ᠋ ᠦᠢᠯᠡᠴᠢᠯᠡᢉᠡᠨ ᠦ᠋ ᠴᠢᠨᠠᠷ᠂ ᢈᠦᠷᠲᠡᢉᠡᠮᠵᠢ ᠶ᠋ᠢ ᠰᠠᠶᠢᠵᠢᠷᠠᠭᠤᠯᠬᠤ᠂ ᠴᠠᢈᠢᠮ ᠬᠤᠳᠠᠯᠳᠤᠭ᠎ᠠ ᠲᠠᠢ ᠤᠶᠠᠯᠳᠤᠭᠰᠠᠨ ᠳ᠋ᠢᠵᠢᠲ᠋ᠠᠯ ᠰᠢᠯᠵᠢᠯᠲᠡ ᠶ᠋ᠢ ᠬᠤᠷᠳᠤᠰᠬᠠᠬᠤ᠂ ᠲᠣᠭᠲᠠᠪᠤᠷᠢ ᠲᠠᠢ ᢈᠥᢉᠵᠢᠯ᠂ ᠠᠭᠤᠷ ᠠᠮᠢᠰᠬᠤᠯ ᠤ᠋ᠨ ᠥᢉᠡᠷᠡᠴᠢᠯᠡᠯᠲᠡ ᠶ᠋ᠢᠨ ᠡᠰᠡᠷᢉᠦ ᠰᠢᠤᠳᠠᠨ ᠤ᠋ ᠰᠠᠯᠪᠤᠷᠢ ᠶ᠋ᠢᠨ ᠣᠷᠤᠯᠴᠠᠭ᠎ᠠ ᠶ᠋ᠢ ᠨᠡᠮᠡᢉᠳᠡᢉᠦᠯᢈᠦ ᠶᠤᠮ᠃ ᠶᠡᢈᠡ ᠬᠤᠷᠠᠯ ᠤ᠋ᠨ ᠦᠶ᠎ᠡ ᠪᠡᠷ ᠵᠣᢈᠢᠶᠠᠨ ᠪᠠᠶᠢᠭᠤᠯᠤᠭᠳᠠᠭᠰᠠᠨ ᠥᠨᠳᠦᠷ ᠲᠦᠪᠰᠢᠨ ᠦ᠋ ᠠᠭᠤᠯᠵᠠᠯᠲᠠ ᠶ᠋ᠢᠨ ᠨᠢᢉᠡ ᠨᠢ ᠳᠡᠯᠡᢈᠡᠢ ᠶ᠋ᠢᠨ ᠤᠳᠤᠷᠢᠳᠤᠭᠴᠢᠳ ᠤ᠋ᠨ ᠹᠣᠷᠦᠮ ᠪᠠᠶᠢᠪᠠ᠃ ᠲᠤᠰ ᠹᠣᠷᠦᠮ ᠤ᠋ᠨ ᠰᠠᠯᠪᠤᠷᠢ ᢈᠡᠯᠡᠯᠴᠡᢉᠦᠯᢉᠡ ᠪᠣᠯᠬᠤ “ᠮᠠᠷᠭᠠᠰᠢ ᠶ᠋ᠢᠨ ᠲᠡᠷᠢᢉᠦᠯᠡᢈᠦ ᠴᠢᢉᠯᠡᠯ ᠦ᠋ᠳ ᠢ᠋ ᠲᠣᠳᠤᠷᠬᠠᠶᠢᠯᠠᠬᠤ – ᠤᠳᠤᠷᠢᠳᠤᠭᠴᠢᠳ ᠤ᠋ᠨ ᢈᠡᠯᠡᠯᠴᠡᢉᠦᠯᢉᠡ”-ᠲ‍ ᠮᠣᠩᠭᠣᠯ ᠤᠯᠤᠰ ᠢ᠋ ᠲᠥᠯᠦᢉᠡᠯᠡᠵᠦ ᠮᠣᠩᠭᠤᠯ ᠰᠢᠤᠳᠠᠨ ᢈᠥ-ᠡᠶᠢᠨ ᢉᠦᠢᠴᠡᠳᢈᠡᢈᠦ ᠵᠠᢈᠢᠷᠤᠯ ᢉᠡ᠃ ᠲᠡᠯᠮᠡᠨ ᠣᠷᠤᠯᠴᠠᠯ᠎ᠠ᠃
ᠳᠡᠯᠡᢈᠡᠢ ᠶ᠋ᠢᠨ ᠰᠢᠤᠳᠠᠨ ᠤ᠋ ᠶᠡᢈᠡ ᠬᠤᠷᠠᠯ ᠢ᠋ᠶᠠᠷ ᠳᠡᠯᠡᢈᠡᠢ ᠶ᠋ᠢᠨ ᠰᠢᠤᠳᠠᠨ ᠬᠣᠯᠪᠤᠭ᠎ᠠ ᠶ᠋ᠢ ᠳᠠᠷᠠᠭ᠎ᠠ ᠶ᠋ᠢᠨ ᠔ ᠵᠢᠯ ᠳ᠋ᠦ ᠤᠳᠤᠷᠢᠳᠬᠤ ᠳᠠᠷᠤᠭ᠎ᠠ᠂ᠳᠡᠳ᠋ ᠳᠠᠷᠤᠭ᠎ᠠ᠂ ᠳᠡᠯᠡᢈᠡᠢ ᠶ᠋ᠢᠨ ᠰᠢᠤᠳᠠᠨ ᠬᠣᠯᠪᠤᠭᠠᠨ ᠤ᠋ ᠤᠳᠤᠷᠢᠳᠤᠯᠭ᠎ᠠ ᠶ᠋ᠢᠨ ᠵᠥᠪᠯᠡᠯ ᠪᠠ ᠰᠢᠤᠳᠠᠨ ᠤ᠋ ᠦᠢᠯᠡ ᠠᠵᠢᠯᠯᠠᠭᠠᠨ ᠤ᠋ ᠵᠥᠪᠯᠡᠯ ᠦ᠋ᠨ ᢉᠡᠰᠢᢉᠦᠳ ᠢ᠋ ᠰᠣᠩᠭᠤᠬᠤ ᠰᠣᠩᠭᠤᠭᠤᠯᠢ ᠶ᠋ᠢ ᠵᠣᢈᠢᠶᠠᠨ ᠪᠠᠶᠢᠭᠤᠯᠳᠠᠭ᠃ ᠡᠨᠡ ᠤᠳᠠᠭ᠎ᠠ ᠶ᠋ᠢᠨ ᠶᠡᢈᠡ ᠬᠤᠷᠠᠯ ᠳ᠋ᠤ ᠮᠣᠩᠭᠣᠯ ᠤᠯᠤᠰ ᠰᠢᠤᠳᠠᠨ ᠤ᠋ ᠦᠢᠯᠡ ᠠᠵᠢᠯᠯᠠᠭᠠᠨ ᠤ᠋ ᠵᠥᠪᠯᠡᠯ ᠳ᠋ᠦ ᠠᠩᠬ᠎ᠠ ᠤᠳᠠᠭ᠎ᠠ ᠨᠡᠷ᠎ᠡ ᠳᠡᠪᠰᠢᠵᠦ ᠰᠣᠩᠭᠤᠭᠳᠠᠯ᠎ᠠ᠃

ᠰᠢᠤᠳᠠᠨ ᠤ᠋ ᠦᠢᠯᠡ ᠠᠵᠢᠯᠯᠠᠭᠠᠨ ᠤ᠋ ᠵᠥᠪᠯᠡᠯ ᠨᠢ ᠳᠡᠯᠡᢈᠡᠢ ᠶ᠋ᠢᠨ ᠰᠢᠤᠳᠠᠨ ᠤ᠋ ᠬᠣᠯᠪᠤᠭᠠᠨ ᠤ᠋ ᠲᠧᠻᠨᠢᢉ ᠦ᠋ᠨ ᠪᠣᠯᠤᠨ ᠦᠢᠯᠡ ᠠᠵᠢᠯᠯᠠᠭᠠᠨ ᠤ᠋ ᠲᠥᠪ ᠪᠠᠶᠢᠭᠤᠯᠤᠯᠭ᠎ᠠ ᠶᠤᠮ᠃ ᠲᠤᠰᠠ ᠵᠥᠪᠯᠡᠯ ᠶᠡᢈᠡ ᠬᠤᠷᠠᠯ ᠤ᠋ᠨ ᠦᠶ᠎ᠡ ᠪᠡᠷ ᠰᠣᠩᠭᠤᠭᠳᠠᠭᠰᠠᠨ ᠔᠘ ᢉᠡᠰᠢᢉᠦᠨ ᠤᠯᠤᠰ ᠠ᠋ᠴᠠ ᠪᠦᠷᠢᠳᠳᠡᢉ᠃ ᠳᠡᠯᠡᢈᠡᠢ ᠶ᠋ᠢᠨ ᠰᠢᠤᠳᠠᠨ ᠤ᠋ ᠒᠘ ᠳ᠋ᠠᢈᠢ ᠶᠡᢈᠡ ᠬᠤᠷᠠᠯ ᠳ᠋ᠤ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠢ᠋ ᠲᠥᠯᠦᢉᠡᠯᠡᠵᠦ ᠮᠣᠩᠭᠣᠯ ᠤᠯᠤᠰ ᠠ᠋ᠴᠠ ᠠᠷᠠᠪ ᠤ᠋ᠨ ᠨᠢᢉᠡᠳᠦᢉᠰᠡᠨ ᠧᠮᠢᠷᠠᠲ ᠤᠯᠤᠰ ᠲᠤ ᠰᠠᠭᠤᠭ᠎ᠠ ᠣᠨᠴᠠ ᠪᠥᢉᠡᠳ ᠪᠦᠷᠢᠨ ᠡᠷᢈᠡᠲᠦ ᠡᠯᠴᠢᠨ ᠰᠠᠶᠢᠳ ᠰ‍᠂ ᠣᠳᠤᠨᠪᠠᠭᠠᠲᠤᠷ ᠲᠡᠷᠢᢉᠦᠲᠡᠢ ᠴᠠᢈᠢᠮ ᢈᠥᢉᠵᠢᠯ᠂ ᠢᠨ᠋ ᠨᠣᠸᠠᠼ᠂ ᠬᠠᠷᠢᠯᠴᠠᠭ᠎ᠠ ᠬᠣᠯᠪᠤᠭᠠᠨ ᠤ᠋ ᠶᠠᠮᠤ᠂ ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶ᠎ᠠ᠂ ᠮᠣᠩᠭᠣᠯ ᠰᠢᠤᠳᠠᠨ ᢈᠢ-ᠡᠶᠢᠨ ᠲᠥᠯᠦᢉᠡᠯᠡᢉᠴᠢᠳ ᠣᠷᠤᠯᠴᠠᠵᠤ ᠪᠠᠶᠢᠨ᠎ᠠ᠃