
ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠠ᠋ᠴᠠ “ᠬᠠᠷᠢᠯᠴᠠᠭᠠ ᠬᠣᠯᠪᠤᠭᠠᠨ ᠤ᠋ ᠵᠣᢈᠢᠴᠠᠭᠤᠯᠤᠯᠲᠠ ᠒᠐᠒᠕” ᠣᠯᠠᠨ ᠤᠯᠤᠰ ᠤ᠋ᠨ ᠹᠣᠷᠦᠮ ᠒᠐᠒᠕ ᠣᠨ ᠤ᠋ ᠙ ᠳ᠋ᠦ᠋ᢉᠡᠷ ᠰᠠᠷᠠ ᠶ᠋ᠢᠨ ᠒᠔–᠒᠕-ᠨ ᠤ᠋ ᠡᠳᠦᠷ ᠦ᠋ᠳ ᠲᠦ ᠭᠠᠯᠠᠷᠧᠢ ᠤᠯᠠᠭᠠᠨᠪᠠᠭᠠᠲᠤᠷ ᠲᠥᠪ ᠲᠦ ᠵᠣᢈᠢᠶᠠᠨ ᠪᠠᠶᠢᠭᠤᠯᠤᠯᠠ᠃ ᠡᠨᠡ ᢈᠦ ᠹᠣᠷᠦ᠋ᠮ ᠢ᠋ ᠮᠣᠩᠭᠣᠯ ᠤᠯᠤᠰ ᠲᠤ ᠵᠣᢈᠢᠴᠠᠭᠤᠯᠬᠤ ᠪᠠᠶᠢᠭᠤᠯᠤᠯᠭᠠ ᠪᠠᠶᠢᠭᠤᠯᠤᠭᠳᠠᠭᠰᠠᠨ ᠤ᠋ ᠓᠐ ᠵᠢᠯ ᠦ᠋ᠨ ᠣᠢ ᠳ᠋ᠤ ᠵᠣᠷᠢᠭᠤᠯᠤᠨ ᠵᠣᢈᠢᠶᠠᠨ ᠪᠠᠶᠢᠭᠤᠯᠤᠭᠰᠠᠨ ᠪᠥᢉᠡᠳ ᠳ᠋ᠢᠵᠢᠲ᠋ᠠᠯ ᠰᠢᠯᠵᠢᠯᠲᠡ ᠶ᠋ᠢᠨ ᠡᠷᠢᠨ ᠳ᠋ᠦ ᠵᠣᢈᠢᠴᠠᠭᠤᠯᠤᠯᠲᠠ ᠶ᠋ᠢᠨ ᠪᠣᠳᠤᠯᠭᠠ᠂ᠵᠣᢈᠢᠶᠠᠨ ᠪᠠᠶᠢᠭᠤᠯᠤᠯᠲᠠ ᠶ᠋ᠢᠨ ᠰᠢᠨᠡᠴᠢᠯᠡᠯ᠂ ᠣᠯᠠᠨ ᠤᠯᠤᠰ ᠤ᠋ᠨ ᠴᠢᢉ ᠬᠠᠨᠳᠤᠯᠭᠠ᠂ ᠲᠤᠷᠰᠢᠯᠭᠠ ᠶ᠋ᠢ ᢈᠡᠯᠡᠯᠴᠡᢉᠰᠡᠨ ᠶᠤᠮ᠃ ᠹᠣᠷᠦ᠋ᠮ ᠳ᠋ᠤ ᠣᠯᠠᠨ ᠤᠯᠤᠰ ᠤ᠋ᠨ ᠴᠠᢈᠢᠯᠭᠠᠨ ᠬᠣᠯᠪᠤᠭᠠᠨ ᠤ᠋ ᠪᠠᠶᠢᠭᠤᠯᠤᠯᠭᠠ᠂ ᠳᠡᠯᠡᢈᠡᠢ ᠶ᠋ᠢᠨ ᠬᠤᠳᠠᠯᠳᠤᠭᠠᠨ ᠤ᠋ ᠪᠠᠶᠢᠭᠤᠯᠤᠯᠭᠠ ᠶ᠋ᠢᠨ ᠡᠷᢈᠡ ᠵᠦᠢ ᠶ᠋ᠢᠨ ᠠᠰᠠᠭᠤᠳᠠᠯ ᠢ᠋ᠶᠠᠷ ᠵᠥᠪᠯᠡᢈᠦ ᠲᠥᠪ᠂ ᠢᠨ᠋ᠲ᠋ᠧᠷᠨᠧᠲ ᠦ᠋ᠨ ᠨᠡᠷᠡ᠂ ᠲᠣᠭᠠᠨ ᠬᠠᠶ᠋ᠢᠭ ᠤ᠋ᠨ ᠻᠣᠷᠫᠣᠷᠠᠼᠢ᠂ ᢈᠥᠳᠡᠯᢉᠡᢉᠡᠨᠲᠦ ᠬᠠᠷᠢᠯᠴᠠᠭᠠ ᠬᠣᠯᠪᠤᠭᠠᠨ ᠤ᠋ ᠠᠰᠰᠣᠰᠠᠼᠢ ᠶ᠋ᠢᠨ ᢉᠯᠣᠪᠠᠯ ᠰᠢᠰᠲ᠋ᠧᠮ᠂ ᠠᠽᠢ ᠶ᠋ᠢᠨ ᠨᠣᠮᠤᠬᠠᠨ ᠳᠠᠯᠠᠢ ᠶ᠋ᠢᠨ ᠪᠦᠰᠡ ᠨᠤᠲᠤᠭ ᠤ᠋ᠨ ᠰᠦᠯᠵᠢᠶᠡᠨ ᠦ᠋ ᠮᠡᠳᠡᢉᠡᠯᠡᠯ ᠦ᠋ᠨ ᠲᠥᠪ᠂ ᠲᠠᠶᠢᠯᠠᠨ ᠳ᠋ᠤ ᠤᠯᠤᠰ ᠤ᠋ᠨ ᠵᠣᢈᠢᠴᠠᠭᠤᠯᠬᠤ ᠪᠠᠶᠢᠭᠤᠯᠤᠯᠭᠠ᠂ ᠮᠠᠯᠠᠶᠢᠽ ᠤᠯᠤᠰ ᠤ᠋ᠨ ᠵᠣᢈᠢᠴᠠᠭᠤᠯᠬᠤ ᠪᠠᠶᠢᠭᠤᠯᠤᠯᠭᠠ᠂ᠲᠧᠻᠨᠤᠯᠤᢉᠢ ᠦᠶᠢᠯᠡᠳᠪᠦᠷᠢᠯᠡᢉᠴᠢ Huawei ᠻᠣᠮᠫᠠᠨᠢ ᠵᠡᠷᢉᠡ ᠣᠯᠠᠨ ᠤᠯᠤᠰ ᠤ᠋ᠨ ᠪᠠᠶᠢᠭᠤᠯᠤᠯᠭᠠ᠂ ᠰᠠᠯᠪᠤᠷᠢ ᠶ᠋ᠢᠨ ᠭᠣᠣᠯ ᠲᠣᠭᠯᠠᠭᠴᠢᠳ ᠪᠣᠯᠤᠨ ᠮᠣᠩᠭᠣᠯ ᠤ᠋ᠨ ᠣᠫᠧᠷᠠᠲ᠋ᠣᠷ ᠻᠣᠮᠫᠠᠨᠢ ᠨᠤᠭᠤᠳ ᠣᠷᠤᠯᠴᠠᠯᠠ᠃
“ᠬᠠᠷᠢᠯᠴᠠᠭᠠ ᠬᠣᠯᠪᠤᠭᠠᠨ ᠤ᠋ ᠵᠣᢈᠢᠴᠠᠭᠤᠯᠤᠯᠲᠠ ᠒᠐᠒᠕” ᠣᠯᠠᠨ ᠤᠯᠤᠰ ᠤ᠋ᠨ ᠹᠣᠷᠦᠮ ᠤ᠋ᠨ ᠡᢈᠢᠨ ᠦ᠋ ᠡᠳᠦᠷ “ᠳᠢᠵᠢᠲ᠋ᠠᠯ ᠡᠷᠢᠨ ᠳ᠋ᠡᢈᠢ ᠵᠣᢈᠢᠴᠠᠭᠤᠯᠤᠯᠲᠠ ᠶ᠋ᠢᠨ ᠰᠢᠨᠡᠴᠢᠯᠡᠯ᠂ ᠴᠢᢉ ᠬᠠᠨᠳᠤᠯᠭᠠ” ᠰᠡᠳᠦᠪ ᠦ᠋ᠨ ᢈᠦᠷᠢᠶ ᠡᠨ ᠳ᠋ᠦ ᢈᠡᠯᠡᠯᠴᠡᢉᠦᠯᢉᠡ ᠥᠷᠨᠢᢉᠦᠯᠦᢉᠰᠡᠨ᠃ ᠲᠣᠳᠤᠷᠠᠭᠤᠯᠪᠠᠯ᠂ ᠹᠣᠷᠦ᠋ᠮ ᠢ᠋ᠶᠠᠷ ᠳᠠᠷᠠᠭᠠᢈᠢ ᠳᠥᠷᠪᠡᠨ ᠦᠨᠳᠦᠰᠦᠨ ᠠᠰᠠᠭᠤᠳᠠᠯ ᠢ᠋ ᢈᠡᠯᠡᠯᠴᠡᠪᠡ᠃ ᠡᢉᠦᠨ ᠳ᠋ᠦ:\n\n᠑᠃ ᠳ᠋ᠢᠵᠢᠲ᠋ᠠᠯ ᠵᠠᠬᠠ ᠵᠡᢉᠡᠯᠢ ᠪᠠ ᠳ᠋ᠢᠵᠢᠲ᠋ᠠᠯ ᠣᠷᠴᠢᠨ ᠳ᠋ᠤ ᠵᠠᠬᠠ ᠵᠡᢉᠡᠯᠢ ᠳ᠋ᠦ ᠰᠢᠳᠤᠷᠭᠤ ᠥᠷᠢᠰᠦᠯᠳᠦᢈᠦ ᠨᠥᢈᠦᠴᠡᠯ ᠢ᠋ ᠬᠠᠩᠭᠠᠬᠤ ᠵᠣᢈᠢᠴᠠᠭᠤᠯᠤᠯᠲᠠ ᠒᠃ ᠳ᠋ᠢᠵᠢᠲ᠋ᠠᠯ ᠰᠦᠯᠵᠢᠶᠡ᠂ ᠳᠡᠳ ᠪᠦᠲᠦᠴᠡ ᠶ᠋ᠢᠨ ᢈᠥᠷᠦᠩᢉᠡ ᠣᠷᠤᠭᠤᠯᠤᠯᠲᠠ – ᠳ᠋ᠢᠵᠢᠲ᠋ᠠᠯ ᠰᠢᠯᠵᠢᠯᠲᠡ ᠶ᠋ᠢ ᠪᠦᢈᠦ ᠨᠡᠶᠢᠲᠡ ᠳ᠋ᠦ ᢈᠦᠷᢈᠡᢈᠦ ᠳ᠋ᠦ ᠱᠠᠭᠠᠷᠳᠠᠯᠭᠠᠲᠠᠢ ᢈᠥᠷᠦᠩᢉᠡ ᠣᠷᠤᠭᠤᠯᠤᠯᠲᠠ ᠶ᠋ᠢᠨ ᠲᠠᠭᠠᠲᠠᠢ ᠣᠷᠴᠢᠨ ᠪᠦᠷᠢᠳᠦᢉᠦᠯᢈᠦ ᠓᠃ ᠕G ᠰᠦᠯᠵᠢᠶᠡᠨ ᠦ᠋ ᠳᠠᠪᠠᠭᠤ ᠲᠠᠯᠠ ᠶ᠋ᠢ ᠪᠦᠷᠢᠨ ᠠᠰᠢᠭᠯᠠᠬᠤ ᠪᠣᠯᠤᠮᠵᠢ᠂ ᠲᠤᠯᠭᠠᠷᠠᠵᠤ ᠪᠤᠢ ᠰᠣᠷᠢᠯᠲᠠ ᠔᠃ ᢈᠢᠮᠡᠯ ᠣᠶᠤᠨ ᠤᠬᠠᠭᠠᠨ ᠤ᠋ ᠪᠣᠳᠤᠯᠭᠠ᠂ ᠵᠣᢈᠢᠴᠠᠭᠤᠯᠤᠯᠲᠠ ᠶ᠋ᠢᠨ ᠠᠰᠠᠭᠤᠳᠠᠯ ᠤ᠋ᠳ\n\nI᠂ ᠳᠢᠵᠢᠲ᠋ᠠᠯ ᠡᠳ᠋ ᠦ᠋ᠨ ᠵᠠᠰᠠᠭ ᠤ᠋ᠨ ᠵᠣᢈᠢᠴᠠᠭᠤᠯᠤᠯᠲᠠ ᠶ᠋ᠢᠨ ᠴᠢᢉ ᠬᠠᠨᠳᠤᠯᠭᠠ ᠹᠣᠷᠦᠮ ᠤ᠋ᠨ ᠡᢈᠢᠨ ᠦ᠋ ᢈᠡᠰᠡᢉ ᠦ᠋ᠨ ᠬᠤᠷᠠᠯᠳᠤᠭᠠᠨ ᠢ᠋ ᢈᠢᠵᠠᠬᠠ- ᠶ᠋ᠢᠨ ᢉᠡᠰᠢᢉᠦᠨ ᠪᠥᢉᠡᠳ ᠠᠵᠢᠯ ᠤ᠋ᠨ ᠠᠯᠪᠠᠨ ᠤ᠋ ᠳᠠᠷᠤᠭᠠ ᠠ᠂ᠯᠤᠪᠰᠠᠩ-ᠸᠴᠢᠷ ᠤᠳᠤᠷᠢᠳᠤᠨ ᠴᠢᢉᠯᠡᢉᠦᠯᠵᠦ᠂ ᠳ᠋ᠢᠵᠢᠲ᠋ᠠᠯ ᠡᠳ᠋ ᠦ᠋ᠨ ᠵᠠᠰᠠᠭ ᠤ᠋ᠨ ᠵᠣᢈᠢᠴᠠᠭᠤᠯᠤᠯᠲᠠ ᠶ᠋ᠢᠨ ᠴᠢᢉ ᠬᠠᠨᠳᠤᠯᠭᠠ᠂ ᠣᠨ᠋ᠯᠠᠢ ᠶ᠋ᠢᠨ ᠫᠯᠠᠲ᠋ᠹᠣᠷᠮ ᠤ᠋ᠨ ᠥᠷᠢᠰᠦᠯᠳᠦᢉᠡᠨ᠂ ᠳ᠋ᠢᠵᠢᠲ᠋ᠠᠯ ᠡᠻᠣᠰᠢᠰᠲ᠋ᠧᠮ ᠢ᠋ ᠬᠠᠮᠲᠤ ᠶ᠋ᠢᠨ ᠠᠵᠢᠯᠯᠠᠭᠠᠨ ᠳ᠋ᠤ ᠰᠠᠭᠤᠷᠢᠯᠠᠨ ᢈᠡᠷᢈᠢᠨ ᢈᠥᢉᠵᠢᢉᠦᠯᢈᠦ ᠲᠤᠬᠠᠢ ᢈᠡᠯᠡᠯᠴᠡᠪᠡ᠃ ᠡᠨᠡ ᢈᠡᠰᠡᢉ ᠲᠦ ᠣᠨ᠋ᠯᠠᠶᠢᠨ᠋ ᠫᠯᠠᠲ᠋ᠹᠣᠷᠮ ᠤ᠋ᠨ ᠥᠷᠢᠰᠦᠯᠳᠦᢉᠡᠨ ᠢ᠋ ᠬᠠᠮᠠᠭᠠᠯᠠᠬᠤ᠂ᠳᠡᠮᠵᠢᢈᠦ᠂ ᠵᠠᠬᠠ ᠵᠡᢉᠡᠯᠢ ᠶ᠋ᠢᠨ ᠳᠠᠪᠠᠮᠠᠭᠠᠶᠢᠯᠠᠯ ᠪᠠ ᠰᠢᠳᠤᠷᠭᠤ ᠥᠷᠢᠰᠦᠯᠳᠦᢉᠡᠨ ᠦ᠋ ᠪᠣᠳᠤᠯᠭᠠ᠂ᠳ᠋ᠢᠵᠢᠲ᠋ᠠᠯ ᠣᠷᠴᠢᠨ ᠳ᠋ᠤ ᢈᠡᠷᠡᢉᠯᠡᢉᠴᠢ ᠶ᠋ᠢᠨ ᠡᠷᢈᠡ ᠠᠰᠢᠭ ᠢ᠋ ᠬᠠᠮᠠᠭᠠᠯᠠᠬᠤ᠂ ᠦᠨᠳᠦᠰᠦᠨ ᠦ᠋ ᠵᠣᢈᠢᠴᠠᠭᠤᠯᠤᠯᠲᠠ ᠶ᠋ᠢᠨ ᠡᢉᠦᠷᢉᠡ᠂ ᢈᠢᠯᠢ ᢈᠢᠵᠠᠭᠠᠷ ᠦᢉᠡᠢ ᠳ᠋ᠢᠵᠢᠲ᠋ᠠᠯ ᠡᠻᠣᠰᠢᠰᠲ᠋ᠧᠮ ᠳ᠋ᠦ ᠲᠤᠯᠭᠠᠷᠠᠵᠤ ᠪᠤᠢ ᠰᠣᠷᠢᠯᠲᠠ᠂ ᠵᠣᢈᠢᠴᠠᠭᠤᠯᠬᠤ ᠪᠠᠶᠢᠭᠤᠯᠤᠯᠭᠠ ᠨᠤᠭᠤᠳ ᠤ᠋ᠨ ᠴᠢᠳᠠᠪᢈᠢ ᠵᠡᠷᢉᠡ ᠠᠰᠠᠭᠤᠳᠠᠯ ᠢ᠋ ᢈᠥᠨᠳᠡᠵᠦ᠂ ᠳ᠋ᠢᠵᠢᠲ᠋ᠠᠯ ᠣᠷᠴᠢᠨ ᠳ᠋ᠤ ᠵᠣᢈᠢᠴᠠᠭᠤᠯᠤᠯᠲᠠ ᠶ᠋ᠢᠨ ᠰᠢᠨᠡ ᠵᠠᠭᠪᠤᠷ ᠱᠠᠭᠠᠷᠳᠠᠯᠭᠠᠲᠠᠢ ᠶ᠋ᠢ ᠣᠨᠴᠠᠯᠠᠯᠠ᠃

II᠂ᠲᠥ᠂ ᠳ᠋ᠢᠵᠢᠲ᠋ᠠᠯ ᠳᠡᠳ᠋ ᠪᠦᠲᠦᠴᠡ ᠶ᠋ᠢᠨ ᢈᠥᠷᠦᠩᢉᠡ ᠣᠷᠤᠭᠤᠯᠤᠯᠲᠠ ᠬᠣᠶᠠᠷ ᠳ᠋ᠠᢈᠢ ᢈᠡᠰᠡᢉ ᠲᠦ ᠳ᠋ᠢᠵᠢᠲ᠋ᠠᠯ ᠳᠡᠳ᠋ ᠪᠦᠲᠦᠴᠡ ᠶ᠋ᠢᠨ ᢈᠥᠷᠦᠩᢉᠡ ᠣᠷᠤᠭᠤᠯᠤᠯᠲᠠ ᠶ᠋ᠢᠨ ᠲᠠᠭᠠᠲᠠᠢ ᠣᠷᠴᠢᠨ ᠢ᠋ ᠪᠦᠷᠢᠳᠦᢉᠦᠯᢈᠦ ᠲᠠᠯᠠᠭᠠᠷ ᢈᠡᠯᠡᠯᠴᠡᠪᠡ᠃ ᠲᠣᠳᠤᠷᠠᠭᠤᠯᠪᠠᠯ᠂ ᠤᠷᠲᠤ ᠬᠤᠭᠤᠴᠠᠭᠠᠨ ᠤ᠋ ᢈᠥᠷᠦᠩᢉᠡ ᠣᠷᠤᠭᠤᠯᠤᠯᠲᠠ ᠶ᠋ᠢ ᠳᠡᠮᠵᠢᢈᠦ ᠪᠣᠳᠤᠯᠭᠠ᠂ᠠᠯᠤᠰᠯᠠᠭᠳᠠᠭᠰᠠᠨ ᠪᠣᠯᠤᠨ ᢈᠥᠳᠡᢉᠡ ᠣᠷᠤᠨ ᠨᠤᠲᠤᠭ ᠤ᠋ᠨ ᠪᠦᠰᠡ ᠨᠦ᠋ᢉᠦᠳ ᠢ᠋ ᠬᠣᠯᠪᠤᠬᠤ ᠰᠢᠢᠳᠦᠯ᠂ ᠳᠡᠳ ᠪᠦᠲᠦᠴᠡ ᠶ᠋ᠢᠨ ᠲᠧᠻᠨᠤᠯᠤᢉᠢ ᠶ᠋ᠢᠨ ᠰᠣᠩᠭᠤᠯᠲᠠ (LEO/GEO/MEO ᢈᠢᠮᠡᠯ ᠳᠠᠭᠠᠭᠤᠯᠢ᠂ ᠬᠤᠪᠢ ᠶ᠋ᠢᠨ ᠰᠦᠯᠵᠢᠶᠡ᠂ FWA)᠂ ᠰᠦᠯᠵᠢᠶᠡ᠂ ᠳᠡᠳ᠋ ᠪᠦᠲᠦᠴᠡ ᠶ᠋ᠢ ᠬᠠᠮᠲᠤᠷᠠᠨ ᠠᠰᠢᠭᠯᠠᠬᠤ ᠪᠣᠳᠤᠯᠭᠠ᠂ ᠕G ᠬᠣᠯᠪᠤᠯᠲᠠ ᠶ᠋ᠢᠨ ᠴᠢᠨᠠᠷ ᠢ᠋ ᠰᠠᠶᠢᠵᠢᠷᠠᠭᠤᠯᠬᠤ ᠳ᠋ᠤ ᠲᠥᠷᠦ ᠶ᠋ᠢᠨ ᠡᢉᠦᠷᢉᠡ᠂ ᠣᠷᠤᠯᠴᠠᠭᠠ ᠵᠡᠷᢉᠡ ᠠᠰᠠᠭᠤᠳᠠᠯ ᠢ᠋ ᢈᠥᠨᠳᠡᠵᠦ ᠶᠠᠷᠢᠯᠴᠠᠯᠠ᠃

III᠂ᠲᠥ᠂ ᠕G ᠰᠦᠯᠵᠢᠶᠡ ᠶ᠋ᠢ ᠠᠰᠢᠭᠯᠠᠬᠤ ᠪᠣᠯᠤᠮᠵᠢ ᠭᠤᠷᠪᠠᠳᠤᠭᠠᠷ ᠬᠤᠷᠠᠯᠳᠤᠭᠠᠨ ᠢ᠋ ᢈᠢᠵᠠᠬᠤ-ᠨᠢ ᠷᠠᠳᠢᠤ ᠳᠠᠪᠲᠠᠮᠵᠢ᠂ ᢈᠢᠨᠠᠯᠲᠠ᠂ ᠵᠣᢈᠢᠴᠠᠭᠤᠯᠤᠯᠲᠠ ᠶ᠋ᠢᠨ ᠭᠠᠵᠠᠷ ᠤ᠋ᠨ ᠳᠠᠷᠤᠭᠠ ᠴᠠ᠃ ᠴᠢᠯᠠᠭᠤᠨᠪᠠᠲᠤ ᠤᠳᠤᠷᠢᠳᠤᠨ ᠴᠢᢉᠯᠡᢉᠦᠯᠵᠦ᠂ ᠕G ᠰᠦᠯᠵᠢᠶᠡ᠂ ᠦᠢᠯᠡᠴᠢᠯᠡᢉᠡᠨ ᠦ᠋ ᢈᠥᠷᠦᠩᢉᠡ ᠣᠷᠤᠭᠤᠯᠤᠯᠲᠠ ᠶ᠋ᠢᠨ ᠦᠷᠡ ᠥᢉᢉᠦᢉᠡᠵᠢ ᠶ᠋ᠢ ᠳᠡᢉᠡᢉᠰᠢᠯᠡᢉᠦᠯᢈᠦ᠂ “ᠠᠷᠠᠯᠵᠢᠨ ᠪᠣᠷᠤᠯᠠᠭᠤᠯᠬᠤ” ᠪᠣᠯᠤᠮᠵᠢ ᠶ᠋ᠢ ᠳᠡᢉᠡᢉᠰᠢᠯᠡᢉᠦᠯᢈᠦ ᠲᠡᠢ ᠬᠣᠯᠪᠤᠭᠠᠲᠠᠢ ᠣᠯᠠᠨ ᠤᠯᠤᠰ ᠤ᠋ᠨ ᠲᠤᠷᠰᠢᠯᠭᠠ᠂ᢈᠥᠷᠦᠩᢉᠡ ᠣᠷᠤᠭᠤᠯᠤᠯᠲᠠ᠂ ᠪᠣᠳᠤᠯᠭᠠ᠂ ᠵᠣᢈᠢᠴᠠᠭᠤᠯᠤᠯᠲᠠ ᠶ᠋ᠢᠨ ᠠᠰᠠᠭᠤᠳᠠᠯ ᠢ᠋ ᢈᠡᠯᠡᠯᠴᠡᠪᠡ᠃ ᠡᠨᠡ ᢈᠡᠰᠡᢉ ᠲᠦ ᠰᠢᠨᠡ ᠦᠶᠡ ᠶ᠋ᠢᠨ ᠲᠧᠻᠨᠣᠯᠣᢉᠢ᠂ ᠰᠲ᠋ᠠᠨ᠋ᠳᠠᠷᠲ᠂ ᠳᠡᠳ᠋ ᠪᠦᠲᠦᠴᠡ ᠶ᠋ᠢᠨ ᠲᠥᠯᠦᠪᠯᠡᠯᠲᠡ᠂ ᢈᠡᠷᠡᢉᠯᠡᢉᠴᠢ ᠶ᠋ᠢᠨ ᠡᠷᠢᠯᠲᠡ ᢈᠡᠷᠡᢉᠴᠡᢉᠡ ᠶ᠋ᠢ ᠨᠡᠮᠡᢉᠳᠡᢉᠦᠯᢈᠦ ᠪᠣᠳᠤᠯᠭᠠ᠂ᠦᠢᠯᠡᠳᠪᠦᠷᠢᠯᠡᠯ ᠳ᠋ᠦ ᠠᠰᠢᠭᠯᠠᠬᠤ ᠷᠠᠳᠢᠣ᠋ ᠳᠠᠪᠲᠠᠮᠵᠢ ᠶ᠋ᠢᠨ ᠵᠤᠷᠪᠤᠰ᠂ ᠰᠦᠯᠵᠢᠶᠡ᠂ ᠳᠡᠳ᠋ ᠪᠦᠲᠦᠴᠡ ᠶ᠋ᠢᠨ ᢈᠦᠷᠲᠡᢉᠡᠮᠵᠢ ᠶ᠋ᠢ ᠪᠤᠢ ᠪᠣᠯᠭᠠᠬᠤ᠂ ᠦᠨᠳᠦᠰᠦᠨ ᠦ᠋ ᠰᠠᠭᠤᠷᠢ ᠰᠦᠯᠵᠢᠶᠡᠨ ᠦ᠋ ᠴᠢᠨᠠᠷ ᠢ᠋ ᠰᠠᠶᠢᠵᠢᠷᠠᠭᠤᠯᠬᠤ᠂ ᠕G-ᠡᠶᠢᠨ ᠪᠢᠽᠢᠨᠧᠰ ᠵᠠᠭᠪᠤᠷ ᠲᠤ ᠦᠵᠡᢉᠦᠯᢈᠦ ᠨᠥᠯᠦᢉᠡ ᠪᠠ ᠦᠨᠡ ᠴᠢᠨ ᠵᠡᠷᢉᠡ ᠥᠷᢉᠡᠨ ᢈᠦᠷᠢᠶᠡ ᠲᠡᠢ ᠠᠰᠠᠭᠤᠳᠠᠯ ᠤ᠋ᠳ ᠢ᠋ ᠬᠠᠮᠤᠷᠤᠭᠤᠯᠵᠤ ᢈᠡᠯᠡᠯᠴᠡᠯᠡ᠃ ᠮᠥᠨ ᠤᠯᠠᠮᠵᠢᠯᠠᠯᠲᠤ ᠷᠠᠳᠢᠣ᠋ ᠳᠠᠪᠲᠠᠮᠵᠢ ᠶ᠋ᠢᠨ ᠪᠣᠳᠤᠯᠭᠠ ᠶ᠋ᠢᠨ ᠰᠢᠨᠡᠴᠢᠯᠡᠯᠲᠡ᠂ ᠷᠠᠳᠢᠣ᠋ ᠳᠠᠪᠲᠠᠮᠵᠢ ᠶ᠋ᠢᠨ ᠵᠤᠷᠪᠤᠰ ᠢ᠋ ᠬᠠᠮᠲᠤᠷᠠᠨ ᠠᠰᠢᠭᠯᠠᠬᠤ ᠪᠣᠯᠤᠮᠵᠢ᠂ ᠰᠢᠶᠢᠳᠦᠯ᠂ ᠕G ᠰᠦᠯᠵᠢᠶᠡ ᠶ᠋ᠢ ᠠᠰᠢᠭᠯᠠᠨ ᠬᠣᠶᠠᠷᠳᠠᠭᠴᠢ ᠵᠠᠬᠠ ᠵᠡᢉᠡᠯᠢ ᠪᠤᠢ ᠪᠣᠯᠭᠠᠬᠤ ᠲᠠᠯᠠᠭᠠᠷ ᠴᠢᠬᠤᠯᠠ ᠠᠴᠢ ᠬᠣᠯᠪᠤᠭᠳᠠᠯᠲᠠᠢ ᢈᠡᠯᠡᠯᠴᠡᢉᠦᠯᢉᠡ ᠥᠷᠨᠢᠪᠡ᠃

IV᠂ᠲᠥ᠂ ᢈᠢᠮᠡᠯ ᠣᠶᠤᠨ ᠤᠬᠠᠭᠠᠨ ᠤ᠋ ᠵᠣᢈᠢᠴᠠᠭᠤᠯᠤᠯᠲᠠ ᠹᠣᠷᠦᠮ ᠤ᠋ᠨ ᠰᠡᢉᠦᠯ ᠦ᠋ᠨ ᢈᠡᠰᠡᢉ ᠦ᠋ᠨ ᠬᠤᠷᠠᠯᠳᠤᠭᠠᠨ ᠢ᠋ ᢈᠢᠵᠠᠬᠤ-ᠨᠢ ᠵᠣᢈᠢᠴᠠᠭᠤᠯᠤᠯᠲᠠ ᠶ᠋ᠢᠨ ᠭᠠᠵᠠᠷ ᠤ᠋ᠨ ᠳᠠᠷᠤᠭᠠ ᠲᠠ᠃ ᠪᠠᠲᠤᠪᠣᠯᠤᠳ ᠤᠳᠤᠷᠢᠳᠤᠨ ᠶᠠᠪᠤᠭᠤᠯᠵᠤ᠂ ᢈᠢᠮᠡᠯ ᠣᠶᠤᠨ ᠤᠬᠠᠭᠠᠨ ᠤ᠋ ᠵᠣᢈᠢᠴᠠᠭᠤᠯᠤᠯᠲᠠ ᠶ᠋ᠢᠨ ᠥᠨᠦ ᠶ᠋ᠢᠨ ᠴᠢᢉ ᠬᠠᠨᠳᠤᠯᠭᠠ᠂ ᢈᠢᠮᠡᠯ ᠣᠶᠤᠨ ᠤᠬᠠᠭᠠᠨ ᠢ᠋ ᠠᠰᠢᠭᠯᠠᠨ ᠢᠨ᠋ ᠨᠣᠸᠠᠼ ᠢ᠋ ᠳᠡᠮᠵᠢᢈᠦ ᠶ᠋ᠢᠨ ᠵᠡᠷᢉᠡᠴᠡᢉᠡ ᠡᠷᠦᠰᠳᠡᠯ ᠢ᠋ ᠲᠡᠩᠴᠡᠪᠦᠷᠢᠵᠢᢉᠦᠯᢈᠦ ᠠᠰᠠᠭᠤᠳᠠᠯ ᠢ᠋ ᢈᠡᠯᠡᠯᠴᠡᠪᠡ᠃ ᠡᠨᠡ ᢈᠡᠰᠡᢉ ᠲᠦ ᢈᠢᠮᠡᠯ ᠣᠶᠤᠨ ᠤᠬᠠᠭᠠᠨ ᠤ᠋ ᠪᠣᠳᠤᠯᠭᠠ᠂ ᠵᠣᢈᠢᠴᠠᠭᠤᠯᠤᠯᠲᠠ᠂ ᠢᠯᠡ ᠲᠣᠳᠤ ᠪᠠᠶᠢᠳᠠᠯ᠂ ᠥᢉᢉᠦᢉᠳᠡᠯ ᠳ᠋ᠦ ᠬᠠᠨᠳᠤᠬᠤ ᠡᠷᢈᠡ᠂ ᢈᠡᠷᠡᢉᠯᠡᢉᠴᠢ ᠶ᠋ᠢᠨ ᠰᠠᠭᠤᠷᠢ ᠡᠷᢈᠡ ᠶ᠋ᠢ ᠬᠠᠮᠠᠭᠠᠯᠠᠬᠤ᠂ ᠢᠲᠡᢉᠡᠮᠵᠢᠯᠡᢉᠳᠡᢉᠰᠡᠨ AI – ᠰᠠᠶᠢᠨ ᠳᠤᠷᠠ ᠶ᠋ᠢᠨ ᠪᠠᠲᠤᠯᠠᠭᠠ ᠠ᠋ᠴᠠ ᠵᠠᠪᠠᠯ ᠮᠥᠷᠳᠡᢈᠦ ᠱᠠᠭᠠᠷᠳᠠᠯᠭᠠ ᠳ᠋ᠤ ᠰᠢᠯᠵᠢᢈᠦ᠂ ᢈᠢᠮᠡᠯ ᠣᠶᠤᠨ ᠤᠬᠠᠭᠠᠨ ᠢ᠋ ᠵᠣᢈᠢᠴᠠᠭᠤᠯᠤᠯᠲᠠ ᠶ᠋ᠢᠨ ᠠᠷᠭᠠ ᢈᠡᠷᠡᢉᠰᠡᠯ ᠪᠣᠯᠭᠠᠨ ᠠᠰᠢᠭᠯᠠᠬᠤ ᠲᠤᠷᠰᠢᠯᠭᠠ᠂ ᠲᠥᠷᠦ-ᠬᠤᠪᠢ ᠶ᠋ᠢᠨ ᢈᠡᠪᠰᠢᠯ ᠦ᠋ᠨ ᠬᠠᠮᠲᠤ ᠶ᠋ᠢᠨ ᠠᠵᠢᠯᠯᠠᠭᠠ ᠵᠡᠷᢉᠡ ᠠᠰᠠᠭᠤᠳᠠᠯ ᠢ᠋ ᢈᠥᠨᠳᠡᠨ ᠶᠠᠷᠢᠯᠴᠠᠯᠠ᠃

“ᠬᠠᠷᠢᠯᠴᠠᠭᠠ ᠬᠣᠯᠪᠤᠭᠠᠨ ᠤ᠋ ᠵᠣᢈᠢᠴᠠᠭᠤᠯᠤᠯᠲᠠ ᠒᠐᠒᠕” ᠹᠣᠷᠦ᠋ᠮ ᠨᠢ ᠮᠣᠩᠭᠣᠯ ᠤᠯᠤᠰ ᠲᠤ ᠳ᠋ᠢᠵᠢᠲ᠋ᠠᠯ ᠰᠢᠯᠵᠢᠯᠲᠡ ᠶ᠋ᠢᠨ ᠰᠣᠷᠢᠯᠲᠠ᠂ ᠪᠣᠯᠤᠮᠵᠢ ᠶ᠋ᠢ ᠰᠢᠢᠳᠪᠦᠷᠢᠯᠡᢈᠦ ᠳ᠋ᠦ ᠵᠣᢈᠢᠴᠠᠭᠤᠯᠤᠯᠲᠠ ᠶ᠋ᠢᠨ ᠦᠢᠯᠡ ᠠᠵᠢᠯᠯᠠᠭᠠ ᠪᠠᠷ ᠳᠡᠮᠵᠢᢈᠦ᠂ ᠪᠣᠳᠤᠯᠭᠠ ᠶ᠋ᠢᠨ ᢈᠡᠷᠡᢉᠵᠢᠯᠲᠡ ᠶ᠋ᠢ ᠬᠠᠩᠭᠠᠭᠤᠯᠬᠤ ᠵᠣᢈᠢᠰᠲᠠᠢ ᠰᠢᠢᠳᠦᠯ᠂ ᠭᠠᠷᠴᠠ ᠭᠠᠷᠭᠠᠯᠭᠠ ᠶ᠋ᠢ ᠭᠠᠷᠭᠠᠬᠤ ᠳ᠋ᠤ ᠬᠣᠯᠪᠤᠭᠳᠠᠬᠤ ᠲᠠᠯᠠ ᠨᠤᠭᠤᠳ ᠬᠠᠮᠲᠤ ᠳ᠋ᠤ ᠪᠠᠨ ᢈᠡᠯᠡᠯᠴᠡᠵᠦ᠂ ᠰᠢᠢᠳᠪᠦᠷᠢᠯᠡᢈᠦ ᠠᠯᠬᠤᠮ ᠢ᠋ ᢈᠢᠵᠦ ᠪᠤᠢ ᠴᠢᠬᠤᠯᠠ ᠠᠷᠭᠠ ᢈᠡᠮᠵᠢᠶᠡ ᠪᠣᠯᠤᠯᠠ᠃ ᠡᠨᠡ ᢈᠦ ᠠᠷᠭᠠ ᢈᠡᠮᠵᠢᠶᠡ ᠨᠢ ᠵᠣᢈᠢᠴᠠᠭᠤᠯᠤᠯᠲᠠ ᠶ᠋ᠢᠨ ᠬᠠᠷᠠᠭᠠᠲᠤ ᠪᠤᠰᠤ ᠪᠠᠶᠢᠳᠠᠯ ᠢ᠋ ᠬᠠᠩᠭᠠᠬᠤ᠂ ᠳ᠋ᠢᠵᠢᠲ᠋ᠠᠯ ᠡᠳ᠋ ᠦ᠋ᠨ ᠵᠠᠰᠠᠭ ᠤ᠋ᠨ ᠥᠷᠢᠰᠦᠯᠳᠦᢈᠦ ᠴᠢᠳᠠᠪᠤᠷᠢ ᠶ᠋ᠢ ᠪᠡᢈᠢᠵᠢᢉᠦᠯᢈᠦ᠂ ᠢᠷᠡᢉᠡᠳᠦᠢ ᠶ᠋ᠢᠨ ᠵᠣᢈᠢᠴᠠᠭᠤᠯᠤᠭᠴᠢᠳ ᠤ᠋ᠨ ᠰᠢᠨᠡ ᠤᠷᠠ ᠴᠢᠳᠠᠪᠤᠷᠢ᠂ ᠠᠷᠭᠠ ᢈᠡᠷᠡᢉᠰᠡᠯ ᠢ᠋ ᠲᠣᠳᠤᠷᠬᠠᠶᠢᠯᠠᠬᠤ ᠵᠣᠷᠢᠯᠭᠠ ᠲᠠᠢ ᠶᠤᠮ᠃